ᠡᠷ᠎ᠡ ᠬᠦᠮᠤᠨ ᠤ ᠰᠠᠢᠨ ᠶᠠᠪᠤᠳᠠᠯ

ᠸᠢᠺᠢ ᠲᠣᠯᠢ-ᠡᠴᠡ
ᠰᠢᠭᠤᠳ ᠣᠴᠢᠬᠤ᠄ ᠵᠠᠯᠠᠭᠤᠷᠳᠠᠯᠭ᠎ᠠ, ᠬᠠᠢᠯᠲᠠ

  1. ᠡᠭᠡᠨᠡᠭᠲᠡ ᠰᠦᠵᠢᠭᠯᠡᠨ ᠂ ᠪᠤᠶᠠᠨ ᠢ ᠰᠠᠨᠠᠵᠦ᠂ ᠡᠳ᠋ ᠮᠠᠯ ᠢᠶᠠᠨ ᠡᠩᠭᠦᠷᠡᠢᠯᠡᠵᠦ ᠬᠢᠴᠢᠶᠡᠨ᠂ ᠡᠴᠢᠭᠡ ᠡᠬᠡ ᠶᠢᠨ ᠰᠤᠷᠭᠠᠯ ᠢ ᠠᠪᠤᠭᠰᠠᠨ ᠡᠩᠭᠦᠷᠡᠢ ᠰᠢᠳᠤᠷᠭᠤ ᠲᠦᠪᠰᠢᠨ ᠯᠤᠭ᠎ᠠ ᠨᠢᠭᠡ᠃

  2. ᠠᠵᠢᠯ ᠪᠠᠢᠳᠠᠯ ᠢᠶᠠᠨ ᠠᠯᠳᠠᠯ ᠦᠭᠡᠢ ᠠᠷᠪᠢᠵᠢᠭᠤᠯᠤᠭᠠᠳ᠂ ᠠᠳᠤᠭᠤᠰᠦ ᠮᠠᠯ ᠢᠶᠠᠨ ᠦᠷᠭᠦᠯᠵᠢ ᠦᠰᠭᠡᠭᠡᠳ᠂ ᠠᠯᠪᠠᠨ ᠲᠠᠲᠠᠪᠦᠷᠢ ᠪᠡᠨ ᠰᠠᠭᠠᠳ ᠦᠭᠡᠢ ᠲᠦᠯᠦᠭᠡᠳ ᠂ ᠠᠵᠢᠯ ᠦᠭᠡᠢ ᠰᠠᠢᠨ ᠰᠠᠭᠤᠭᠴᠢ ᠠᠷᠠᠳ ᠯᠤᠭ᠎ᠠ ᠬᠤᠶᠠᠷ ᠃

  3. ᠠᠰᠢᠲᠠ ᠶᠢᠨ ᠨᠤᠶᠠᠨ ᠡᠵᠡᠳ ᠢᠶᠡᠨ ᠵᠤᠬᠢᠰᠲᠠᠢ ᠪᠠᠷ ᠬᠦᠨᠳᠦᠯᠡᠨ᠂ ᠠᠢᠯᠠᠳᠤᠭᠰᠠᠨ ᠵᠠᠷᠯᠢᠭ ᠢ ᠶᠤᠰᠦ ᠪᠡᠷ ᠭᠦᠢᠴᠡᠳᠭᠡᠨ᠂ ᠠᠬ᠎ᠠ ᠲᠡᠭᠦᠤ ᠳ᠋ᠡᠭᠡᠨ ᠠᠶ᠎ᠠ ᠲᠠᠯ᠎᠎ᠠ ᠰᠠᠢᠲᠠᠢ ᠂ ᠠᠰᠤᠷᠤ ᠵᠤᠬᠢᠰᠲᠤ ᠠᠷᠠᠳ ᠯᠤᠭ᠎᠎ᠠ ᠭᠤᠷᠪᠠ᠃

  4. ᠠᠤᠭ᠎ᠠ ᠬᠦᠴᠦ ᠨᠢ ᠶᠡᠬᠡ ᠪᠤᠯᠤᠭᠠᠳ ᠠᠰᠠᠷᠤᠤ ᠮᠡᠷᠭᠡᠨ ᠠᠷᠭ᠎ᠠ ᠪᠠᠷ ᠠᠯᠢᠪᠠ ᠬᠠᠷᠢ ᠬᠠᠯᠠᠭᠤᠨ ᠯᠤᠭ᠎᠎ᠠ ᠬᠠᠨᠢᠯᠠᠨ ᠴᠢᠳᠠᠭᠴᠢ ᠂ ᠠᠯᠳᠠᠷ ᠰᠠᠢᠲᠤ ᠠᠷᠠᠳ ᠯᠤᠭ᠎ᠠ ᠳᠦᠷᠪᠡ ᠃

  5. ᠭᠡᠷᠭᠡᠢ ᠬᠦᠪᠡᠭᠦᠨ ᠢᠶᠡᠨ ᠲᠡᠳᠭᠦᠨ ᠴᠢᠳᠠᠭᠴᠢ᠂ ᠭᠡᠨᠡᠳᠠᠵᠦ ᠪᠤᠷᠤᠭᠤ ᠦᠭᠡ ᠦᠯᠦ ᠬᠡᠯᠡᠭᠴᠢ᠂ ᠬᠡᠨ ᠳᠦ ᠴᠦ ᠢᠯᠭᠠᠯ ᠦᠭᠡᠢ ᠰᠠᠢᠬᠠᠨ ᠠᠭᠠᠰᠢᠯᠠᠭᠴᠢ᠂ ᠬᠡᠷᠰᠡᠤ ᠰᠠᠢᠨ ᠠᠷᠠᠳ ᠯᠤᠭ᠎ᠠ ᠲᠠᠪᠤ ᠃

  6. ᠠᠵᠦ ᠲᠦᠷᠦᠬᠦ ᠶᠢᠨ ᠶᠠᠪᠤᠳᠠᠯ ᠳᠤ ᠮᠠᠰᠢ ᠮᠡᠷᠭᠡᠨ᠂ ᠠᠰᠢᠲᠠ ᠬᠤᠯᠠᠭᠠᠢ ᠬᠤᠳᠠᠯ ᠳᠤ ᠲᠤᠷ᠎ᠠ ᠦᠭᠡᠢ ᠪᠦᠭᠡᠳ ᠠᠭᠤᠷ ᠦᠭᠡᠢ ᠨᠤᠮᠤᠬᠠᠨ ᠪᠦᠭᠡᠳ ᠠᠷᠭ᠎ᠠ ᠰᠠᠢᠲᠠᠢ ᠠᠷᠠᠳ ᠯᠤᠭ᠎ᠠ ᠵᠢᠷᠭᠤᠭ᠎ᠠ᠃

  7. ᠠᠯᠤᠰ ᠬᠤᠢᠲᠠᠢ ᠶᠢᠨ ᠬᠡᠷᠡᠭ ᠢ ᠪᠤᠳᠤᠭᠴᠢ᠂ ᠠᠷᠢᠬᠢ ᠳᠠᠷᠠᠰᠦ ᠶᠢ ᠤᠤᠭᠤᠬᠤ ᠳᠤ ᠳᠤᠷ᠎ᠠ ᠦᠭᠡᠢ ᠂ ᠠᠴᠢ ᠳᠡᠭᠦᠤ ᠨᠠᠷ ᠢᠶᠠᠨ ᠵᠦᠪ ᠰᠤᠷᠭᠠᠭᠴᠢ ᠂ᠠᠰᠢᠲᠠ ᠬᠢᠴᠢᠶᠡᠩᠭᠦᠢ ᠠᠷᠠᠳ ᠯᠤᠭ᠎ᠠ ᠳᠤᠯᠤᠭ᠎ᠠ᠃

  8. ᠵᠤᠷᠴᠢᠨ ᠶᠠᠪᠤᠪᠠᠯ ᠤᠯᠵᠠ ᠤᠯᠤᠭᠴᠢ ᠂ ᠵᠤᠷᠢᠭᠯᠠᠭᠰᠠᠨ ᠬᠡᠷᠡᠭ ᠢᠶᠡᠨ ᠪᠦᠲᠦᠭᠡᠭᠴᠢ ᠂ ᠵᠤᠭᠰᠤᠵᠦ ᠬᠤᠵᠢᠮᠳᠠᠨ ᠦᠯᠦ ᠬᠤᠴᠤᠷᠤᠭᠴᠢ᠂ ᠵᠤᠷᠢᠭ ᠰᠠᠢᠲᠤ ᠠᠷᠠᠳ ᠯᠤᠭ᠎ᠠ ᠨᠠᠢᠮᠠ᠃